Хаах

ᠢᠨᠨᠣᠸᠠᠼ  ᠤᠨ ᠲᠥᠰᠦᠯ ᠬᠡᠷᠡᠭᠵᠢᠭᠦᠯᠦᠭᠴᠢᠳ 5 ᠬᠦᠷᠲᠡᠯᠡᠬᠢ ᠵᠢᠯ ᠦᠨ ᠬᠤᠭᠤᠴᠠᠭᠠᠨ ᠳᠤ ᠬᠥᠩᠭᠡᠯᠡᠯᠲᠡ᠂ ᠴᠢᠯᠦᠭᠡᠯᠡᠯᠲᠡ ᠡᠳ᠋ᠯᠡᠬᠦ ᠪᠣᠯᠤᠮᠵᠢ ᠨᠡᠭᠡᠭᠡᠭᠳᠡᠯ᠎ᠡ

A- A A+
ᠢᠨᠨᠣᠸᠠᠼ  ᠤᠨ ᠲᠥᠰᠦᠯ ᠬᠡᠷᠡᠭᠵᠢᠭᠦᠯᠦᠭᠴᠢᠳ 5 ᠬᠦᠷᠲᠡᠯᠡᠬᠢ ᠵᠢᠯ ᠦᠨ ᠬᠤᠭᠤᠴᠠᠭᠠᠨ ᠳᠤ ᠬᠥᠩᠭᠡᠯᠡᠯᠲᠡ᠂ ᠴᠢᠯᠦᠭᠡᠯᠡᠯᠲᠡ ᠡᠳ᠋ᠯᠡᠬᠦ ᠪᠣᠯᠤᠮᠵᠢ ᠨᠡᠭᠡᠭᠡᠭᠳᠡᠯ᠎ᠡ

ᠭᠠᠷᠤᠭᠠᠨ ᠤ ᠺᠣᠮᠫᠠᠨᠢ ᠪᠣᠯᠤᠨ ᠫᠷᠣᠭ᠋ᠷᠠᠮᠮ ᠬᠠᠩᠭᠠᠮᠵᠢ ᠶᠢᠨ ᠦᠢᠯᠡᠳᠪᠦᠷᠢᠯᠡᠯ᠂ ᠬᠥᠭᠵᠢᠭᠦᠯᠦᠯᠲᠡ ᠶᠢᠨ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠳᠠᠭ ᠠᠵᠤ ᠠᠬᠤᠢ ᠶᠢᠨ ᠨᠢᠭᠡᠴᠡ ᠳᠦ ᠳᠡᠮᠵᠢᠯᠭᠡ ᠦᠵᠡᠭᠦᠯᠬᠦ ᠵᠢᠷᠤᠮ》  ᠢ ᠵᠠᠰᠠᠭ ᠤᠨ ᠭᠠᠵᠠᠷ ᠥᠨᠥᠳᠥᠷ ᠪᠠᠲᠤᠯᠠᠯ᠎ᠠ᠃

ᠡᠨᠡᠬᠦ ᠵᠢᠷᠤᠮ ᠢᠶᠠᠷ ᠲᠧᠭᠨᠣᠯᠣᠭᠢ ᠳᠠᠮᠵᠢᠭᠤᠯᠬᠤ ᠲᠥᠪ᠂ ᠬᠠᠮᠲᠤ ᠶᠢᠨ ᠣᠹᠹᠢᠰ ᠤᠨ ᠭᠡᠰᠢᠭᠦᠨ ᠭᠠᠷᠤᠭᠠᠨ ᠤ ᠺᠣᠮᠫᠠᠨᠢ ᠪᠣᠯᠤᠨ ᠢᠨᠨᠣᠸᠠᠼ ᠤᠨ ᠲᠥᠰᠥᠯ ᠬᠡᠷᠡᠭᠵᠢᠭᠦᠯᠦᠭᠴᠢ ᠫᠷᠣᠭ᠋ᠷᠠᠮᠮ ᠬᠠᠩᠭᠠᠮᠵᠢ ᠶᠢᠨ ᠦᠢᠯᠡᠳᠪᠦᠷᠢᠯᠡᠯ᠂ ᠬᠥᠭᠵᠢᠭᠦᠯᠦᠯᠲᠡ ᠶᠢᠨ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠳᠠᠭ ᠠᠵᠤ ᠠᠬᠤᠢ ᠶᠢᠨ ᠨᠢᠭᠡᠴᠡ ᠳᠦ ᠲᠠᠲᠠᠪᠤᠷᠢ ᠶᠢᠨ ᠳᠡᠮᠵᠢᠯᠭᠡ ᠦᠵᠡᠭᠦᠯᠬᠦ᠂ ᠲᠡᠭᠦᠨ ᠲᠡᠢ ᠬᠣᠯᠪᠣᠭᠳᠠᠨ ᠡᠭᠦᠰᠬᠦ ᠪᠤᠰᠤᠳ ᠬᠠᠷᠢᠯᠴᠠᠭ᠎ᠠ ᠶᠢ ᠵᠣᠬᠢᠴᠠᠭᠤᠯᠬᠤ ᠶᠤᠮ᠃ ᠡᠨᠡᠬᠦ ᠵᠢᠷᠤᠮ ᠪᠠᠲᠤᠯᠠᠭᠳᠠᠭᠰᠠᠨ ᠢᠶᠠᠷ ᠢᠨᠨᠣᠸᠠᠼ ᠤᠨ ᠲᠥᠰᠥᠯ ᠬᠡᠷᠡᠭᠵᠢᠭᠦᠯᠦᠭᠴᠢ ᠢᠷᠭᠡᠨ᠂ ᠠᠵᠤ ᠠᠬᠤᠢ ᠨᠢᠭᠡᠴᠡ᠂ ᠡᠷᠳᠡᠮ ᠰᠢᠨᠵᠢᠯᠡᠭᠡᠨ ᠦ ᠪᠠᠶᠢᠭᠤᠯᠤᠯᠭ᠎ᠠ᠂ ᠫᠷᠣᠭ᠋ᠷᠠᠮᠮ ᠬᠠᠩᠭᠠᠮᠵᠢ ᠶᠢᠨ ᠦᠢᠯᠡᠳᠪᠦᠷᠢᠯᠡᠯ᠂ ᠬᠥᠭᠵᠢᠭᠦᠯᠦᠯᠲᠡ ᠶᠢᠨ ᠴᠢᠭᠯᠡᠯ ᠢᠶᠡᠷ ᠦᠢᠯᠡ ᠠᠵᠢᠯᠯᠠᠭ᠎ᠠ ᠶᠠᠪᠤᠭᠤᠯᠳᠠᠭ ᠠᠵᠤ ᠠᠬᠤᠢ ᠶᠢᠨ ᠨᠢᠭᠡᠴᠡ ᠨᠦᠭᠦᠳ ᠲᠦ ᠠᠳᠠᠯᠢ ᠲᠡᠭᠰᠢ ᠪᠣᠯᠤᠮᠵᠢ ᠶᠢ ᠣᠯᠭᠤᠵᠤ᠂ ᠢᠨᠨᠣᠸᠠᠼ ᠤᠨ ᠲᠥᠰᠥᠯ ᠢᠶᠡᠨ ᠬᠡᠷᠡᠭᠵᠢᠭᠦᠯᠬᠦ 5 ᠬᠦᠷᠲᠡᠯᠡᠬᠢ ᠵᠢᠯ ᠦᠨ ᠬᠤᠭᠤᠴᠠᠭᠠᠨ ᠳᠤ ᠢᠨᠨᠣᠸᠠᠼ ᠤᠨ ᠲᠤᠬᠠᠢ ᠬᠠᠤᠯᠢ᠂ ᠭᠠᠶᠢᠯᠢ ᠶᠢᠨ ᠪᠣᠯᠤᠨ ᠨᠡᠮᠡᠭᠳᠡᠭᠰᠡᠨ ᠥᠷᠲᠡᠭ ᠦᠨ ᠠᠯᠪᠠᠨ ᠲᠠᠲᠠᠪᠤᠷᠢ ᠶᠢᠨ ᠲᠤᠬᠠᠢ ᠪᠣᠯᠤᠨ ᠪᠤᠰᠤᠳ ᠬᠠᠤᠯᠢ ᠲᠣᠭᠲᠠᠭᠠᠮᠵᠢ ᠳᠤ ᠵᠢᠭᠠᠭᠳᠠᠭᠰᠠᠨ ᠬᠥᠩᠭᠡᠯᠡᠯᠲᠡ᠂ ᠴᠢᠯᠦᠭᠡᠯᠡᠯᠲᠡ ᠶᠢ ᠡᠳ᠋ᠯᠡᠨ᠎ᠡ᠃

ᠮᠥᠨ ᠲᠡᠭᠦᠨᠴᠢᠯᠡᠨ᠂ ᠢᠨᠨᠣᠸᠠᠼ ᠤᠨ ᠳᠡᠳ᠋ ᠪᠦᠲᠦᠴᠡ ᠪᠣᠯᠬᠤ ᠲᠧᠭᠨᠣᠯᠣᠭᠢ ᠳᠠᠮᠵᠢᠭᠤᠯᠬᠤ ᠲᠥᠪ᠂ ᠬᠠᠮᠲᠤ ᠶᠢᠨ ᠣᠹᠹᠢᠰ ᠤᠨ ᠦᠢᠯᠡ ᠠᠵᠢᠯᠯᠠᠭ᠎ᠠ ᠢᠳᠡᠪᠬᠢᠵᠢᠵᠦ᠂ ᠡᠷᠳᠡᠮ ᠰᠢᠨᠵᠢᠯᠡᠭᠡ᠂ ᠢᠨᠨᠣᠸᠠᠼ ᠤᠨ ᠦᠢᠯᠡ ᠠᠵᠢᠯᠯᠠᠭᠠᠨ ᠤ ᠦᠷ᠎ᠡ ᠳ᠋ᠦᠩ ᠢ ᠡᠳ᠋  ᠦᠨ ᠵᠠᠰᠠᠭ ᠤᠨ ᠡᠷᠭᠢᠯᠲᠡ ᠳᠦ ᠣᠷᠣᠭᠤᠯᠬᠤ ᠨᠥᠬᠥᠴᠡᠯ ᠪᠥᠷᠢᠳᠦᠨ᠂ ᠮᠡᠳᠡᠯᠭᠡ ᠳᠦ ᠰᠠᠭᠤᠷᠢᠯᠠᠭᠰᠠᠨ ᠡᠳ᠋  ᠦᠨ ᠵᠠᠰᠠᠭ ᠢ ᠬᠥᠭᠵᠢᠭᠦᠯᠬᠦ ᠳᠦ ᠴᠢᠬᠤᠯᠠ ᠬᠥᠰᠢᠭᠦᠷᠭᠡ ᠪᠣᠯᠬᠤ ᠶᠤᠮ᠃